ᠴᠤᠤᠲᠤ ᠢᠢᠨ ᠴᠠᠭᠠᠭᠴᠢ ᠭᠡᠭᠦᠦ /ᠮᠣᠩᠭᠣᠯ ᠠᠷᠠᠳᠤᠨ ᠦᠯᠢᠭᠡᠷ/
ᠴᠤᠤᠲᠤ ᠢᠢᠨ ᠴᠠᠭᠠᠭᠴᠢ ᠭᠡᠭᠦᠦ ᠴᠣᠯᠮᠣᠨ ᠴᠣᠬᠣᠷ ᠤᠨᠠᠭ᠎ᠠ᠂ ᠳᠠᠯᠠᠨ ᠬᠣᠶᠠᠷ
ᠢᠵᠢᠯᠢ ᠰᠦᠷᠦᠭ᠂ ᠳᠠᠷᠬᠠᠨ ᠬᠤᠯᠠ ᠠᠵᠢᠷᠭ᠎ᠠ ᠲᠠᠢ ᠪᠠᠨ ᠦᠵᠡᠰᠬᠦᠯᠡᠩᠲᠦ
ᠨᠣᠭᠣᠭᠠᠨ ᠬᠥᠨᠳᠡᠶᠢᠳᠡᠭᠡ ᠢᠳᠡᠭᠡᠰᠢᠯᠡᠨ ᠪᠡᠯᠴᠢᠳᠡᠭ ᠪᠠᠶᠢᠴᠠᠢ᠃ ᠭᠡᠲᠡᠯ᠎ᠡ᠋
ᠨᠢᠭᠡᠨ ᠵᠤᠨ ᠦᠵᠡᠰᠬᠦᠯᠡᠩᠲᠦ ᠨᠣᠭᠣᠭᠠᠨ ᠬᠥᠨᠳᠡᠢ᠂ ᠥᠷᠭᠡᠨ ᠲᠠᠯ᠋᠌ᠠ᠋
ᠨᠤᠲᠤᠭ ᠲᠤ ᠨᠢ ᠭᠠᠨ ᠭᠠᠴᠢᠭ ᠪᠣᠯᠵᠤ ᠡᠪᠡᠰᠦ ᠨᠣᠭᠣᠭᠠ᠋ ᠤᠷᠭᠤᠭᠰᠠᠨ ᠦᠭᠡᠢ᠃
ᠲᠡᠭᠡᠬᠦ ᠪᠡᠷ ᠨᠢ ᠴᠤᠤᠲᠤ ᠢᠢᠨ ᠴᠠᠭᠠᠭᠴᠢ ᠭᠡᠭᠦᠦ ᠳᠠᠯᠠᠨ ᠬᠣᠶᠠᠷ ᠢᠵᠢᠯᠢ
ᠰᠦᠷᠦᠭ᠂ ᠳᠠᠷᠬᠠᠨ ᠬᠤᠯᠠ ᠠᠵᠢᠷᠭᠠ᠋ ᠲᠠᠢ ᠪᠠᠨ ᠬᠠᠮᠲᠤ ᠨᠤᠲᠤᠭ ᠠᠴᠠ
ᠪᠠᠨ ᠭᠠᠷᠴᠤ ᠭᠤᠷᠪᠠᠨ ᠵᠢᠯ ᠤᠨ ᠭᠠᠵᠠᠷ ᠡᠪᠡᠰᠦᠨ ᠦ ᠰᠢᠮ᠋᠋ᠡ᠋ ᠶᠢ ᠬᠥᠭᠡᠭᠡᠨ
ᠠᠯᠤᠰ ᠤᠨ ᠠᠶᠠᠨ ᠳᠤ ᠭᠠᠷᠴᠠᠢ᠃
ᠲᠡᠭᠡᠵᠦ ᠶᠠᠪᠤᠭᠰᠠᠭᠠᠷ ᠲᠡᠳᠡ ᠡᠪᠡᠰᠦ ᠨᠣᠭᠣᠭ᠋᠋᠋ᠠ᠋ ᠲᠡᠭᠰᠢᠷᠡᠭᠰᠡᠨ ᠦᠵᠡᠰᠬᠦᠯᠡᠩᠲᠦ
ᠨᠤᠲᠤᠭ ᠲᠤ ᠢᠷᠡᠵᠡᠭᠡᠪᠡ᠃ ᠲᠡᠳᠡ ᠲᠡᠨᠳᠡ ᠨᠤᠲᠤᠭᠯᠠᠵᠤ ᠤᠰᠤᠨ ᠤ
ᠰᠠᠶᠢᠨ ᠢᠢᠠᠷ ᠤᠮᠳᠠᠭᠠᠯᠠᠵᠤ᠂ ᠡᠪᠡᠰᠦᠨ ᠦ ᠰᠠᠶᠢᠨ ᠢ ᠢᠳᠡᠵᠦ᠂ ᠬᠤᠵᠢᠷ ᠤᠨ
ᠰᠠᠶᠢᠨ ᠢ ᠳᠣᠯᠢᠶᠠᠨ ᠬᠥᠭᠡᠭᠡᠴᠡᠯᠳᠦᠨ ᠲᠣᠭᠯᠠᠳᠠᠭ ᠪᠠᠶᠢᠯ᠋ᠠ᠋᠃
ᠭᠡᠲᠡᠯ᠎ᠡ᠋ ᠲᠡᠷᠬᠡᠦ ᠭᠣᠣᠯ ᠤᠨ ᠬᠥᠪᠪᠥᠨ ᠳᠡᠭᠡᠷ ᠡ᠋ ᠭᠠᠯᠠᠭᠤᠨ ᠤ ᠳᠣᠯᠣᠭᠠᠨ ᠥᠨᠳᠡᠭᠡ
ᠪᠠᠢᠭᠰᠠᠨ ᠢ ᠰᠦᠷᠦᠭ ᠦᠨ ᠬᠢᠨ ᠮᠡᠳᠡᠯ ᠦᠭᠡᠢ ᠬᠠᠭ᠋ᠠ᠋ ᠭᠢᠰᠬᠢᠵᠦ ᠣᠷᠬᠢᠵᠠᠢ᠃ ᠲᠡᠷᠡ
ᠳᠠᠷᠤᠢ ᠴᠤᠤᠲᠤ ᠶᠢᠨ ᠴᠠᠭᠠᠭᠴᠢ ᠭᠡᠭᠦᠦ ᠳᠠᠯᠠᠨ ᠬᠣᠶᠠᠷ ᠢᠵᠢᠯᠢ ᠰᠦᠷᠦᠭ᠂ ᠳᠠᠷᠬᠠᠨ
ᠬᠤᠯᠠ ᠠᠵᠢᠷᠭᠠᠨ ᠳᠤ ᠪᠠᠨ ᠡᠢᠮᠦ ᠨᠢᠭᠡᠨ ᠰᠠᠨᠠᠭᠤᠯᠭ᠎ᠠ ᠥᠭᠴᠡᠢ᠃
《ᠣᠳᠣᠬᠠᠨ ᠡᠨᠳᠡ ᠡᠴᠡ ᠶᠠᠪᠤᠵᠠᠭᠠᠶ᠎ᠠ᠃ ᠪᠢᠳᠡ ᠬᠦᠮᠦᠨ ᠦ ᠨᠤᠲᠤᠭ ᠲᠤ ᠳᠤᠷ᠎ᠠ
ᠪᠠᠷ ᠢᠶᠠᠨ ᠢᠷᠡᠵᠦ ᠳᠣᠯᠣᠭᠠᠨ ᠴᠠᠭᠠᠨ ᠥᠨᠳᠡᠭᠡ ᠶᠢ ᠨᠢ ᠭᠢᠰᠢᠭᠯᠡᠨ ᠬᠥᠨᠦᠭᠡᠯᠡ᠃
ᠲᠡᠢᠮᠦ ᠡᠴᠡ ᠡᠨᠡ ᠨᠤᠲᠤᠭᠢᠬᠠᠨ ᠪᠢᠳᠡᠨ ᠢ ᠣᠳᠣ ᠳᠠᠢᠢᠰᠤᠨ ᠢᠢᠠᠨ ᠭᠡᠵᠦ ᠦᠵᠡᠬᠦ
ᠪᠣᠯᠤᠨ᠋᠋ᠠ᠋᠃ ᠲᠤᠩ ᠤᠳᠤᠬᠤ ᠦᠭᠡᠢ ᠥᠷᠯᠥᠭᠡᠨ ᠦ ᠮᠠᠨᠳᠤᠬᠤ ᠨᠠᠷᠠᠨ ᠢᠢᠠᠷ ᠰᠢᠪᠠᠭᠤᠨ
ᠰᠦᠷᠦᠭ ᠢᠷᠡᠭᠡᠳ ᠪᠢᠳᠡᠨ ᠢ ᠳᠣᠪᠲᠣᠯᠤᠨ ᠬᠥᠨᠦᠭᠡᠬᠦ ᠪᠣᠯᠤᠨ᠋ᠠ᠋》 ᠭᠡᠪᠡ᠃
ᠭᠡᠪᠡᠴᠦ ᠢᠵᠢᠯᠢ ᠰᠦᠷᠦᠭ ᠨᠢ ᠴᠤᠤᠲᠤ ᠶᠢᠨ ᠴᠠᠭᠠᠭᠴᠢ ᠭᠡᠭᠦᠦᠨ ᠦ ᠦᠭᠡᠨ ᠳᠦ
ᠣᠷᠣᠯ ᠦᠭᠡᠢ ᠪᠢᠴᠢᠬᠠᠨ ᠰᠢᠪᠠᠭᠤᠳ ᠢ ᠪᠠᠰᠤᠮᠵᠢᠯᠠᠨ ᠳᠣᠭᠣᠭᠢᠯᠠᠭᠰᠠᠭᠠᠷ ᠵᠤᠭ᠋᠋᠋ᠠ᠋
ᠴᠡᠩᠭᠡᠯ ᠢᠢᠡᠨ ᠦᠷᠭᠦᠯᠵᠢᠯᠡᠭᠦᠯᠵᠡᠢ᠃
ᠭᠡᠲᠡᠯ᠎ᠡ᠋ ᠮᠠᠷᠭᠠᠰᠢ ᠥᠷᠯᠥᠭᠡᠨ ᠦ ᠤᠷᠭᠤᠬᠤ ᠢᠢᠨ ᠤᠯᠠᠭᠠᠨ ᠨᠠᠷᠠᠨ ᠢᠢᠠᠷ ᠦᠨᠡᠬᠡᠷ ᠰᠢᠪᠠᠭᠤᠨ
ᠰᠦᠷᠦᠭ ᠢᠷᠡᠵᠦ ᠴᠤᠤᠲᠤ ᠢᠢᠨ ᠴᠠᠭᠠᠭᠴᠢ ᠭᠡᠭᠦᠦᠨ ᠦ ᠳᠠᠯᠠᠨ ᠬᠣᠶᠠᠷ ᠢᠵᠢᠯᠢ᠂
ᠳᠠᠷᠬᠠᠨ ᠬᠤᠯᠠ ᠠᠵᠢᠷᠭᠠ᠋ ᠢᠢ ᠨᠢ ᠲᠣᠩᠰᠢᠵᠤ ᠠᠯᠠᠭᠠᠳ ᠳᠠᠭᠤᠰᠬᠠᠵᠠᠢ᠃ ᠭᠠᠭᠴᠠ
ᠴᠤᠤᠲᠤ ᠢᠢᠨ ᠴᠠᠭᠠᠭᠴᠢ ᠭᠡᠭᠦᠦ ᠯᠠ ᠴᠣᠯᠮᠣᠨ ᠴᠣᠬᠣᠷ ᠤᠨᠠᠭ᠎ᠠ᠋ ᠲᠠᠢ ᠪᠠᠨ ᠠᠮᠢ ᠭᠠᠷᠤᠨ
ᠵᠢᠭᠤᠲᠠᠵᠠᠢ᠃
ᠭᠡᠪᠡᠴᠦ ᠬᠣᠷᠣᠰᠴᠤ ᠪᠤᠬᠢᠨᠢᠲᠤᠭᠰᠠᠨ ᠰᠢᠪᠠᠭᠤᠨ ᠰᠦᠷᠦᠭ ᠡᠬᠡ ᠬᠡᠦ ᠬᠣᠶᠠᠷ ᠢᠢ ᠬᠥᠨᠦᠭᠡᠬᠦ
ᠭᠡᠳ ᠪᠦᠰᠡᠯᠡᠨ ᠳᠣᠪᠲᠣᠯᠬᠤ ᠪᠠᠨ ᠵᠣᠭᠰᠣᠭᠰᠠᠨ ᠦᠭᠡᠢ᠃
ᠢᠩᠭᠢᠭᠰᠡᠭᠡᠷ ᠲᠡᠳᠡᠨ ᠦ ᠪᠠᠢᠢᠯᠳᠤᠬᠤ ᠰᠤᠮᠤ ᠨᠢ ᠴᠥᠭᠡᠷᠡᠴᠢ ᠵᠥᠪᠬᠡᠨ ᠨᠢᠭᠡ ᠲᠠᠯ ᠠ᠋
ᠠᠴᠠ ᠨᠢ ᠬᠠᠷᠪᠤᠨ ᠳᠣᠪᠲᠣᠯᠬᠤ ᠪᠣᠯᠪᠠ᠃ ᠬᠣᠶᠢᠳ ᠲᠠᠯ᠎ᠠ᠋ ᠠᠴᠠ ᠨᠢ ᠳᠣᠪᠲᠣᠯᠬᠤ
ᠳᠤ᠌ ᠴᠤᠤᠲᠤ ᠢᠢᠨ ᠴᠠᠭᠠᠭᠴᠢ ᠭᠡᠭᠦᠦ ᠤᠨᠠᠭ᠎ᠠ᠋ ᠪᠠᠨ ᠤᠷᠳᠤ ᠲᠠᠯ᠎ᠠ᠋ ᠳᠤ ᠪᠠᠨ ᠠᠪᠴᠤ
ᠬᠠᠮᠠᠭᠠᠯᠠᠪᠠ᠃ ᠡᠮᠦᠨᠡ᠋ ᠲᠠᠯ᠎ᠠ᠋ ᠠᠴᠠ ᠨᠢ ᠳᠣᠪᠲᠣᠯᠬᠤ ᠳᠤ ᠤᠨᠠᠭ᠎ᠠ᠋ ᠪᠠᠨ ᠬᠣᠶᠢᠳ
ᠲᠠᠯ ᠠ᠋ ᠳᠤ ᠪᠠᠨ ᠠᠪᠴᠤ ᠬᠠᠮᠠᠭᠠᠯᠠᠵᠠᠢ᠃
ᠪᠤᠬᠢᠨᠢᠲᠤᠵᠤ ᠠᠭᠤᠷᠯᠠᠭᠰᠠᠨ ᠰᠢᠪᠠᠭᠤᠨ ᠰᠦᠷᠦᠭ ᠳ᠋ᠠᠬᠢᠨ ᠭᠠᠵᠠᠷ ᠤᠨ ᠳ᠋ᠣᠣ ᠳᠤ ᠲᠠᠯ᠎ᠠ᠋ ᠪᠠᠷ
ᠳᠣᠪᠲᠣᠯᠤᠨ ᠬᠠᠷᠪᠤᠬᠤ ᠳᠤ ᠭᠡᠭᠦᠦ ᠤᠨᠠᠭ᠎ᠠ᠋ ᠪᠠᠨ ᠪᠠᠨ ᠭᠠᠵᠠᠷ ᠤᠨ ᠳᠡᠭᠡᠳᠦ ᠲᠠᠯ᠎ᠠ᠋ ᠳᠤ ᠭᠠᠷᠭᠠᠨ
ᠬᠠᠮᠠᠭᠠᠯᠠᠪᠠ᠃ ᠴᠢᠩᠬᠠ᠋ ᠳᠡᠭᠡᠷ ᠡ᠋ ᠡᠴᠡ ᠨᠢ ᠳᠠᠭᠠᠷᠢᠨ ᠳᠣᠪᠲᠣᠯᠬᠤ ᠳᠤ ᠤᠨᠠᠭ᠎ᠠ᠋ ᠪᠠᠨ
ᠳᠣᠣᠷᠠ᠋ ᠪᠠᠨ ᠣᠷᠣᠭᠤᠯᠤᠨ ᠬᠠᠮᠠᠭᠠᠯᠠᠵᠠᠢ᠃
ᠢᠩᠭᠢᠭᠰᠡᠭᠡᠷ ᠰᠢᠪᠠᠭᠤᠨ ᠰᠦᠷᠦᠭ ᠴᠤ ᠵᠠᠯᠬᠠᠵᠤ ᠶᠠᠳᠠᠷᠠᠭᠠᠳ᠂ ᠰᠤᠮᠤ ᠵᠡᠪᠰᠡᠭ
ᠨᠢ ᠴᠤ ᠡᠯᠡᠭᠳᠡᠵᠦ ᠳᠠᠭᠤᠰᠤᠭᠠᠳ᠂ ᠴᠤᠤᠲᠤ ᠶᠢᠨ ᠴᠠᠭᠠᠭᠴᠢ ᠭᠡᠭᠦᠦ ᠶᠢ ᠤᠨᠠᠭ᠎ᠠ
ᠲᠠᠢ ᠨᠢ ᠬᠠᠮᠲᠤ ᠣᠷᠬᠢᠭᠠᠳ ᠪᠤᠴᠠᠵᠠᠢ᠃
ᠴᠣᠯᠮᠣᠨ ᠴᠣᠭᠣᠬᠣᠷ ᠤᠨᠠᠭ᠎ᠠ ᠪᠠᠨ ᠡᠰᠡᠨ ᠮᠡᠨᠳᠦ ᠠᠪᠴᠤ ᠦᠯᠡᠳᠡᠭᠰᠡᠨ ᠴᠤᠤᠲᠤ ᠶᠢᠨ
ᠴᠠᠭᠠᠭᠴᠢ ᠭᠡᠭᠦᠦ ᠭᠤᠷᠪᠠᠨ ᠵᠢᠯ ᠦᠨ ᠴᠠᠭᠠᠨ᠎ᠠ ᠪᠠᠶᠢᠭ᠎ᠠ ᠨᠤᠲᠤᠭ ᠤᠨ ᠵᠦᠭ
ᠪᠤᠴᠠᠬᠤ ᠪᠠᠷ ᠰᠠᠷ᠎ᠠ ᠶᠢᠨ ᠭᠠᠵᠠᠷ ᠢ ᠡᠳᠦᠷ ᠢᠶᠡᠷ ᠡᠳᠦᠷ ᠦᠨ ᠭᠠᠵᠠᠷ ᠢ ᠰᠠᠷ᠎ᠠ ᠪᠠᠷ
ᠲᠣᠪᠴᠢᠯᠠᠨ ᠶᠠᠪᠤᠪᠠ᠃ ᠭᠡᠲᠡᠯ᠎ᠡ ᠨᠢᠭᠡᠨ ᠡᠳᠦᠷ ᠴᠣᠯᠮᠣᠨ ᠴᠣᠬᠣᠷ ᠤᠨᠠᠭ᠎ᠠ
ᠡᠵᠢ ᠡᠴᠡ ᠪᠡᠨ᠄
– ᠡᠵᠢ ᠪᠡᠨ᠂ ᠡᠵᠢ ᠪᠡᠨ ᠲᠠᠨ ᠤ ᠪᠡᠶ᠎ᠡ ᠪᠡᠷ ᠨᠢᠭᠡ ᠰᠠᠷᠠᠢᠵᠤ ᠰᠡᠷᠡᠢᠭᠰᠡᠨ
ᠡᠨᠡ ᠶᠡᠬᠡ ᠵᠦᠢᠯ ᠴᠢᠨᠢ ᠤᠤ ᠪᠤᠢ? ᠭᠡᠵᠦ ᠠᠰᠠᠭᠤᠵᠤ ᠭᠡᠨ᠎ᠡ᠃ ᠴᠤᠤᠲᠤ ᠶᠢᠨ
ᠴᠠᠭᠠᠭᠴᠢ ᠭᠡᠭᠦᠦ ᠬᠠᠷᠢᠭᠤ ᠳᠤ ᠨᠢ᠄
– ᠬᠠᠷᠭᠠᠨ᠎ᠠ ᠪᠤᠲᠠ ᠲᠠᠢ ᠳᠠᠪᠠᠭ᠎ᠠ ᠶᠢ ᠳᠠᠪᠠᠬᠤ ᠳᠤ ᠰᠢᠪᠡᠭᠡ ᠦᠵᠦᠭᠦᠷ ᠲᠡᠢ
ᠡᠪᠡᠰᠦ ᠯᠠ ᠨᠠᠭᠠᠯᠳᠤᠭ᠎ᠠ ᠪᠢᠵᠡ ᠳ᠋ᠡ ᠭᠡᠪᠡ᠃ ᠭᠡᠲᠡᠯ᠎ᠡ ᠤᠨᠠᠭ᠎ᠠ ᠳᠠᠬᠢᠭᠠᠳ ᠯᠠ᠄
– ᠡᠵᠢ ᠪᠡᠨ᠂ ᠡᠵᠢ ᠪᠡᠨ᠃ ᠲᠠᠨ ᠤ ᠪᠡᠶᠡᠰ ᠣᠷᠭᠢᠯᠠᠵᠤ ᠤᠷᠤᠰᠤᠭᠠᠳ ᠪᠠᠢᠭ᠎ᠠ
ᠤᠯᠠᠭᠠᠨ ᠤᠯᠠᠭᠠᠨ ᠶᠤᠮ ᠤᠤ ᠪᠤᠢ? ᠭᠡᠵᠦ ᠠᠰᠠᠭᠤᠪᠠ᠃ ᠬᠠᠷᠢᠭᠤ ᠳᠤ ᠨᠢ
ᠴᠤᠤᠲᠤ ᠶᠢᠨ ᠴᠠᠭᠠᠭᠴᠢ ᠭᠡᠭᠦᠦ᠄
– ᠵᠣᠰᠣᠲᠤ ᠶᠢᠨ ᠤᠯᠠᠭᠠᠨ ᠳᠠᠪᠠᠭ᠎ᠠ ᠪᠠᠷ ᠳᠠᠪᠠᠬᠤ ᠳᠤ ᠵᠣᠰᠣᠨ ᠳᠤ
ᠪᠤᠳᠤᠭᠳᠠᠭᠰᠠᠨ ᠤᠯᠠᠭᠠᠨ ᠰᠢᠪᠠᠷ ᠨᠠᠭᠠᠯᠳᠤᠭ᠎ᠠ ᠪᠢᠵᠡ ᠡ ᠭᠡᠵᠡᠢ᠃ ᠬᠡᠰᠡᠭ
ᠶᠠᠪᠤᠵᠤ ᠪᠠᠢᠭ᠎ᠠ ᠤᠨᠠᠭ᠎ᠠ ᠳᠠᠬᠢᠭᠠᠳ ᠯᠠ᠄
ᠳᠠᠷᠠᠭᠠᠬᠢ