ᠮᠣᠩᠭᠣᠯ

ᠴᠤᠤᠲᠤ᠎‍᠎ ‍ᠢᠢᠨ ᠴᠠᠭᠠᠭᠴᠢ ᠭᠡᠭᠦᠦ /ᠮᠣᠩᠭᠣᠯ ᠠᠷᠠᠳ᠎‍ᠤᠨ ᠦᠯᠢᠭᠡᠷ/

ᠴᠤᠤᠲᠤ ‍ᠢᠢᠨ ᠴᠠᠭᠠᠭᠴᠢ ᠭᠡᠭᠦᠦ ᠴᠣᠯᠮᠣᠨ ᠴᠣᠬᠣᠷ ᠤᠨᠠᠭ᠎ᠠ᠂ ᠳᠠᠯᠠᠨ ᠬᠣᠶᠠᠷ

ᠢᠵᠢᠯᠢ ᠰᠦᠷᠦᠭ᠂ ᠳᠠᠷᠬᠠᠨ ᠬᠤᠯᠠ ᠠᠵᠢᠷᠭ᠎ᠠ ᠲᠠᠢ ᠪᠠᠨ ᠦᠵᠡᠰᠬᠦᠯᠡᠩᠲᠦ

ᠨᠣᠭᠣᠭᠠᠨ ᠬᠥᠨᠳᠡᠶᠢᠳᠡᠭᠡ ᠢᠳᠡᠭᠡᠰᠢᠯᠡᠨ ᠪᠡᠯᠴᠢᠳᠡᠭ ᠪᠠᠶᠢᠴᠠᠢ᠃ ᠭᠡᠲᠡᠯ᠎᠎‍ᠡ᠋

ᠨᠢᠭᠡᠨ ᠵᠤᠨ ᠦᠵᠡᠰᠬᠦᠯᠡᠩᠲᠦ ᠨᠣᠭᠣᠭᠠᠨ ᠬᠥᠨᠳᠡᠢ᠂ ᠥᠷᠭᠡᠨ ᠲᠠᠯ᠎᠎‍᠋᠌᠎‍ᠠ᠋

ᠨᠤᠲᠤᠭ ᠲᠤ ᠨᠢ ᠭᠠᠨ ᠭᠠᠴᠢᠭ ᠪᠣᠯᠵᠤ ᠡᠪᠡᠰᠦ ᠨᠣᠭᠣᠭ᠎᠎‍ᠠ᠋ ᠤᠷᠭᠤᠭᠰᠠᠨ ᠦᠭᠡᠢ᠃

ᠲᠡᠭᠡᠬᠦ ᠪᠡᠷ ᠨᠢ ᠴᠤᠤᠲᠤ᠎‍᠎‍ ‍ᠢᠢᠨ ᠴᠠᠭᠠᠭᠴᠢ ᠭᠡᠭᠦᠦ ᠳᠠᠯᠠᠨ ᠬᠣᠶᠠᠷ ᠢᠵᠢᠯᠢ

ᠰᠦᠷᠦᠭ᠂ ᠳᠠᠷᠬᠠᠨ ᠬᠤᠯᠠ ᠠᠵᠢᠷᠭ᠎᠎‍ᠠ᠋ ᠲᠠᠢ ᠪᠠᠨ ᠬᠠᠮᠲᠤ ᠨᠤᠲᠤᠭ ᠠᠴᠠ

ᠪᠠᠨ ᠭᠠᠷᠴᠤ ᠭᠤᠷᠪᠠᠨ ᠵᠢᠯ᠎‍ ‍ᠤᠨ ᠭᠠᠵᠠᠷ ᠡᠪᠡᠰᠦᠨ ‍ᠦ ᠰᠢᠮ᠎‍᠋᠋ᠡ᠋᠎‍ ‍ᠶᠢ ᠬᠥᠭᠡᠭᠡᠨ

ᠠᠯᠤᠰ ‍ᠤᠨ ᠠᠶᠠᠨ ᠳᠤ ᠭᠠᠷᠴᠠᠢ᠃

ᠲᠡᠭᠡᠵᠦ ᠶᠠᠪᠤᠭᠰᠠᠭᠠᠷ ᠲᠡᠳᠡ ᠡᠪᠡᠰᠦ ᠨᠣᠭᠣᠭ᠋᠎‍᠋᠋ᠠ᠋ ᠲᠡᠭᠰᠢᠷᠡᠭᠰᠡᠨ ᠦᠵᠡᠰᠬᠦᠯᠡᠩᠲᠦ

ᠨᠤᠲᠤᠭ ᠲᠤ ᠢᠷᠡᠵᠡᠭᠡᠪᠡ᠃ ᠲᠡᠳᠡ ᠲᠡᠨᠳᠡ ᠨᠤᠲᠤᠭᠯᠠᠵᠤ ᠤᠰᠤᠨ ‍ᠤ

ᠰᠠᠶᠢᠨ ‍ᠢ‍ᠢᠠᠷ ᠤᠮᠳᠠᠭᠠᠯᠠᠵᠤ᠂ ᠡᠪᠡᠰᠦᠨ ‍ᠦ ᠰᠠᠶᠢᠨ ᠢ ᠢᠳᠡᠵᠦ᠂ ᠬᠤᠵᠢᠷ ‍ᠤᠨ

ᠰᠠᠶᠢᠨ ‍ᠢ ᠳᠣᠯᠢᠶᠠᠨ ᠬᠥᠭᠡᠭᠡᠴᠡᠯᠳᠦᠨ ᠲᠣᠭᠯᠠᠳᠠᠭ ᠪᠠᠶᠢᠯ᠎‍᠋ᠠ᠋᠃

ᠭᠡᠲᠡᠯ᠎‍ᠡ᠋ ᠲᠡᠷᠬᠡᠦ ᠭᠣᠣᠯ ‍ᠤᠨ ᠬᠥᠪᠪᠥᠨ ᠳᠡᠭᠡᠷ᠎‍ ᠡ᠋ ᠭᠠᠯᠠᠭᠤᠨ ‍ᠤ ᠳᠣᠯᠣᠭᠠᠨ ᠥᠨᠳᠡᠭᠡ

ᠪᠠᠢᠭᠰᠠᠨ ‍ᠢ ᠰᠦᠷᠦᠭ ‍ᠦᠨ ᠬᠢᠨ ᠮᠡᠳᠡᠯ ᠦᠭᠡᠢ ᠬᠠᠭ᠋᠎‍ᠠ᠋ ᠭᠢᠰᠬᠢᠵᠦ ᠣᠷᠬᠢᠵᠠᠢ᠃ ᠲᠡᠷᠡ

ᠳᠠᠷᠤᠢ ᠴᠤᠤᠲᠤ ᠶᠢᠨ ᠴᠠᠭᠠᠭᠴᠢ ᠭᠡᠭᠦᠦ ᠳᠠᠯᠠᠨ ᠬᠣᠶᠠᠷ ᠢᠵᠢᠯᠢ ᠰᠦᠷᠦᠭ᠂ ᠳᠠᠷᠬᠠᠨ

ᠬᠤᠯᠠ ᠠᠵᠢᠷᠭᠠᠨ ᠳᠤ ᠪᠠᠨ ᠡᠢᠮᠦ ᠨᠢᠭᠡᠨ ᠰᠠᠨᠠᠭᠤᠯᠭ᠎ᠠ ᠥᠭᠴᠡᠢ᠃
《ᠣᠳᠣᠬᠠᠨ ᠡᠨᠳᠡ ᠡᠴᠡ ᠶᠠᠪᠤᠵᠠᠭᠠᠶ᠎ᠠ᠃ ᠪᠢᠳᠡ ᠬᠦᠮᠦᠨ ᠦ ᠨᠤᠲᠤᠭ ᠲᠤ ᠳᠤᠷ᠎ᠠ 

ᠪᠠᠷ ᠢᠶᠠᠨ ᠢᠷᠡᠵᠦ ᠳᠣᠯᠣᠭᠠᠨ ᠴᠠᠭᠠᠨ ᠥᠨᠳᠡᠭᠡ ᠶᠢ ᠨᠢ ᠭᠢᠰᠢᠭᠯᠡᠨ ᠬᠥᠨᠦᠭᠡᠯ᠎ᠡ᠃

ᠲᠡᠢᠮᠦ ᠡᠴᠡ ᠡᠨᠡ ᠨᠤᠲᠤᠭᠢᠬᠠᠨ ᠪᠢᠳᠡᠨ ‍ᠢ ᠣᠳᠣ ᠳᠠᠢᠢᠰᠤᠨ ‍ᠢᠢᠠᠨ ᠭᠡᠵᠦ ᠦᠵᠡᠬᠦ

ᠪᠣᠯᠤᠨ᠎᠋᠋‍ᠠ᠋᠃ ᠲᠤᠩ ᠤᠳᠤᠬᠤ ᠦᠭᠡᠢ ᠥᠷᠯᠥᠭᠡᠨ ‍ᠦ ᠮᠠᠨᠳᠤᠬᠤ ᠨᠠᠷᠠᠨ ᠢᠢᠠᠷ ᠰᠢᠪᠠᠭᠤᠨ

ᠰᠦᠷᠦᠭ ᠢᠷᠡᠭᠡᠳ ᠪᠢᠳᠡᠨ ‍ᠢ ᠳᠣᠪᠲᠣᠯᠤᠨ ᠬᠥᠨᠦᠭᠡᠬᠦ ᠪᠣᠯᠤᠨ᠎‍᠋ᠠ᠋》 ᠭᠡᠪᠡ᠃

ᠭᠡᠪᠡᠴᠦ ᠢᠵᠢᠯᠢ ᠰᠦᠷᠦᠭ ᠨᠢ ᠴᠤᠤᠲᠤ ‍ᠶᠢᠨ ᠴᠠᠭᠠᠭᠴᠢ ᠭᠡᠭᠦᠦᠨ ‍ᠦ ᠦᠭᠡᠨ ᠳᠦ

ᠣᠷᠣᠯ ᠦᠭᠡᠢ ᠪᠢᠴᠢᠬᠠᠨ ᠰᠢᠪᠠᠭᠤᠳ ‍ᠢ ᠪᠠᠰᠤᠮᠵᠢᠯᠠᠨ ᠳᠣᠭᠣᠭᠢᠯᠠᠭᠰᠠᠭᠠᠷ ᠵᠤᠭ᠋᠎‍᠋᠋ᠠ᠋

ᠴᠡᠩᠭᠡᠯ ‍ᠢᠢᠡᠨ ᠦᠷᠭᠦᠯᠵᠢᠯᠡᠭᠦᠯᠵᠡᠢ᠃

ᠭᠡᠲᠡᠯ᠎‍ᠡ᠋ ᠮᠠᠷᠭᠠᠰᠢ ᠥᠷᠯᠥᠭᠡᠨ ‍ᠦ ᠤᠷᠭᠤᠬᠤ ‍ᠢᠢᠨ ᠤᠯᠠᠭᠠᠨ ᠨᠠᠷᠠᠨ ‍ᠢᠢᠠᠷ ᠦᠨᠡᠬᠡᠷ ᠰᠢᠪᠠᠭᠤᠨ

ᠰᠦᠷᠦᠭ ᠢᠷᠡᠵᠦ ᠴᠤᠤᠲᠤ᠎‍ ‍ᠢᠢᠨ ᠴᠠᠭᠠᠭᠴᠢ ᠭᠡᠭᠦᠦᠨ ‍ᠦ ᠳᠠᠯᠠᠨ ᠬᠣᠶᠠᠷ ᠢᠵᠢᠯᠢ᠂

ᠳᠠᠷᠬᠠᠨ ᠬᠤᠯᠠ ᠠᠵᠢᠷᠭ᠎‍ᠠ᠋ ‍ᠢᠢ ᠨᠢ ᠲᠣᠩᠰᠢᠵᠤ ᠠᠯᠠᠭᠠᠳ ᠳᠠᠭᠤᠰᠬᠠᠵᠠᠢ᠃ ᠭᠠᠭᠴᠠ

ᠴᠤᠤᠲᠤ ‍ᠢᠢᠨ ᠴᠠᠭᠠᠭᠴᠢ ᠭᠡᠭᠦᠦ ᠯᠠ ᠴᠣᠯᠮᠣᠨ ᠴᠣᠬᠣᠷ ᠤᠨᠠᠭ᠎‍ᠠ᠋ ᠲᠠᠢ ᠪᠠᠨ ᠠᠮᠢ ᠭᠠᠷᠤᠨ

ᠵᠢᠭᠤᠲᠠᠵᠠᠢ᠃

ᠭᠡᠪᠡᠴᠦ ᠬᠣᠷᠣᠰᠴᠤ ᠪᠤᠬᠢᠨᠢᠲᠤᠭᠰᠠᠨ ᠰᠢᠪᠠᠭᠤᠨ ᠰᠦᠷᠦᠭ ᠡᠬᠡ ᠬᠡᠦ ᠬᠣᠶᠠᠷ ‍ᠢᠢ ᠬᠥᠨᠦᠭᠡᠬᠦ

ᠭᠡᠳ ᠪᠦᠰᠡᠯᠡᠨ ᠳᠣᠪᠲᠣᠯᠬᠤ ᠪᠠᠨ ᠵᠣᠭᠰᠣᠭᠰᠠᠨ ᠦᠭᠡᠢ᠃
ᠢᠩᠭᠢᠭᠰᠡᠭᠡᠷ ᠲᠡᠳᠡᠨ ‍ᠦ ᠪᠠᠢᠢᠯᠳᠤᠬᠤ ᠰᠤᠮᠤ ᠨᠢ ᠴᠥᠭᠡᠷᠡᠴᠢ ᠵᠥᠪᠬᠡᠨ ᠨᠢᠭᠡ ᠲᠠᠯ᠎‍ ‍ᠠ᠋ 

ᠠᠴᠠ ᠨᠢ ᠬᠠᠷᠪᠤᠨ ᠳᠣᠪᠲᠣᠯᠬᠤ ᠪᠣᠯᠪᠠ᠃ ᠬᠣᠶᠢᠳ ᠲᠠᠯ᠎‍ᠠ᠋ ᠠᠴᠠ ᠨᠢ ᠳᠣᠪᠲᠣᠯᠬᠤ

ᠳᠤ᠌ ᠴᠤᠤᠲᠤ ‍ᠢᠢᠨ ᠴᠠᠭᠠᠭᠴᠢ ᠭᠡᠭᠦᠦ ᠤᠨᠠᠭ᠎‍ᠠ᠋ ᠪᠠᠨ ᠤᠷᠳᠤ ᠲᠠᠯ᠎‍ᠠ᠋ ᠳᠤ ᠪᠠᠨ ᠠᠪᠴᠤ

ᠬᠠᠮᠠᠭᠠᠯᠠᠪᠠ᠃ ᠡᠮᠦᠨ᠎‍ᠡ᠋ ᠲᠠᠯ᠎‍ᠠ᠋ ᠠᠴᠠ ᠨᠢ ᠳᠣᠪᠲᠣᠯᠬᠤ ᠳᠤ ᠤᠨᠠᠭ᠎‍ᠠ᠋ ᠪᠠᠨ ᠬᠣᠶᠢᠳ

ᠲᠠᠯ᠎‍ ‍ᠠ᠋ ᠳᠤ ᠪᠠᠨ ᠠᠪᠴᠤ ᠬᠠᠮᠠᠭᠠᠯᠠᠵᠠᠢ᠃

ᠪᠤᠬᠢᠨᠢᠲᠤᠵᠤ ᠠᠭᠤᠷᠯᠠᠭᠰᠠᠨ ᠰᠢᠪᠠᠭᠤᠨ ᠰᠦᠷᠦᠭ ᠳ᠋ᠠᠬᠢᠨ ᠭᠠᠵᠠᠷ ‍ᠤᠨ ᠳ᠋ᠣᠣ ᠳᠤ ᠲᠠᠯ᠎‍ᠠ᠋ ᠪᠠᠷ

ᠳᠣᠪᠲᠣᠯᠤᠨ ᠬᠠᠷᠪᠤᠬᠤ ᠳᠤ ᠭᠡᠭᠦᠦ ᠤᠨᠠᠭ᠎‍ᠠ᠋ ᠪᠠᠨ ᠪᠠᠨ ᠭᠠᠵᠠᠷ ‍ᠤᠨ ᠳᠡᠭᠡᠳᠦ ᠲᠠᠯ᠎‍ᠠ᠋ ᠳᠤ ᠭᠠᠷᠭᠠᠨ

ᠬᠠᠮᠠᠭᠠᠯᠠᠪᠠ᠃ ᠴᠢᠩᠬ᠎‍ᠠ᠋ ᠳᠡᠭᠡᠷ ᠎‍ᠡ᠋ ᠡᠴᠡ ᠨᠢ ᠳᠠᠭᠠᠷᠢᠨ ᠳᠣᠪᠲᠣᠯᠬᠤ ᠳᠤ ᠤᠨᠠᠭ᠎‍ᠠ᠋ ᠪᠠᠨ

ᠳᠣᠣᠷ᠎‍ᠠ᠋ ᠪᠠᠨ ᠣᠷᠣᠭᠤᠯᠤᠨ ᠬᠠᠮᠠᠭᠠᠯᠠᠵᠠᠢ᠃

ᠢᠩᠭᠢᠭᠰᠡᠭᠡᠷ ᠰᠢᠪᠠᠭᠤᠨ ᠰᠦᠷᠦᠭ ᠴᠤ ᠵᠠᠯᠬᠠᠵᠤ ᠶᠠᠳᠠᠷᠠᠭᠠᠳ᠂ ᠰᠤᠮᠤ ᠵᠡᠪᠰᠡᠭ

ᠨᠢ ᠴᠤ ᠡᠯᠡᠭᠳᠡᠵᠦ ᠳᠠᠭᠤᠰᠤᠭᠠᠳ᠂ ᠴᠤᠤᠲᠤ ᠶᠢᠨ ᠴᠠᠭᠠᠭᠴᠢ ᠭᠡᠭᠦᠦ ᠶᠢ ᠤᠨᠠᠭ᠎ᠠ 

ᠲᠠᠢ ᠨᠢ ᠬᠠᠮᠲᠤ ᠣᠷᠬᠢᠭᠠᠳ ᠪᠤᠴᠠᠵᠠᠢ᠃
ᠴᠣᠯᠮᠣᠨ ᠴᠣᠭᠣᠬᠣᠷ ᠤᠨᠠᠭ᠎ᠠ ᠪᠠᠨ ᠡᠰᠡᠨ ᠮᠡᠨᠳᠦ ᠠᠪᠴᠤ ᠦᠯᠡᠳᠡᠭᠰᠡᠨ ᠴᠤᠤᠲᠤ ᠶᠢᠨ

ᠴᠠᠭᠠᠭᠴᠢ ᠭᠡᠭᠦᠦ ᠭᠤᠷᠪᠠᠨ ᠵᠢᠯ ᠦᠨ ᠴᠠᠭᠠᠨ᠎ᠠ ᠪᠠᠶᠢᠭ᠎ᠠ ᠨᠤᠲᠤᠭ ᠤᠨ ᠵᠦᠭ

ᠪᠤᠴᠠᠬᠤ ᠪᠠᠷ ᠰᠠᠷ᠎ᠠ ᠶᠢᠨ ᠭᠠᠵᠠᠷ ᠢ ᠡᠳᠦᠷ ᠢᠶᠡᠷ ᠡᠳᠦᠷ ᠦᠨ ᠭᠠᠵᠠᠷ ᠢ ᠰᠠᠷ᠎ᠠ ᠪᠠᠷ

ᠲᠣᠪᠴᠢᠯᠠᠨ ᠶᠠᠪᠤᠪᠠ᠃ ᠭᠡᠲᠡᠯ᠎ᠡ ᠨᠢᠭᠡᠨ ᠡᠳᠦᠷ ᠴᠣᠯᠮᠣᠨ ᠴᠣᠬᠣᠷ ᠤᠨᠠᠭ᠎ᠠ

ᠡᠵᠢ ᠡᠴᠡ ᠪᠡᠨ᠄

– ᠡᠵᠢ ᠪᠡᠨ᠂ ᠡᠵᠢ ᠪᠡᠨ ᠲᠠᠨ ᠤ ᠪᠡᠶ᠎ᠡ ᠪᠡᠷ ᠨᠢᠭᠡ ᠰᠠᠷᠠᠢᠵᠤ ᠰᠡᠷᠡᠢᠭᠰᠡᠨ

ᠡᠨᠡ ᠶᠡᠬᠡ ᠵᠦᠢᠯ ᠴᠢᠨᠢ ᠤᠤ ᠪᠤᠢ? ᠭᠡᠵᠦ ᠠᠰᠠᠭᠤᠵᠤ ᠭᠡᠨ᠎ᠡ᠃ ᠴᠤᠤᠲᠤ ᠶᠢᠨ

ᠴᠠᠭᠠᠭᠴᠢ ᠭᠡᠭᠦᠦ ᠬᠠᠷᠢᠭᠤ ᠳᠤ ᠨᠢ᠄
– ᠬᠠᠷᠭᠠᠨ᠎ᠠ ᠪᠤᠲᠠ ᠲᠠᠢ ᠳᠠᠪᠠᠭ᠎ᠠ ᠶᠢ ᠳᠠᠪᠠᠬᠤ ᠳᠤ ᠰᠢᠪᠡᠭᠡ ᠦᠵᠦᠭᠦᠷ ᠲᠡᠢ

ᠡᠪᠡᠰᠦ ᠯᠠ ᠨᠠᠭᠠᠯᠳᠤᠭ᠎ᠠ ᠪᠢᠵᠡ ᠳ᠋ᠡ ᠭᠡᠪᠡ᠃ ᠭᠡᠲᠡᠯ᠎ᠡ ᠤᠨᠠᠭ᠎ᠠ ᠳᠠᠬᠢᠭᠠᠳ ᠯᠠ᠄
– ᠡᠵᠢ ᠪᠡᠨ᠂ ᠡᠵᠢ ᠪᠡᠨ᠃ ᠲᠠᠨ ᠤ ᠪᠡᠶᠡᠰ ᠣᠷᠭᠢᠯᠠᠵᠤ ᠤᠷᠤᠰᠤᠭᠠᠳ ᠪᠠᠢᠭ᠎ᠠ

ᠤᠯᠠᠭᠠᠨ ᠤᠯᠠᠭᠠᠨ ᠶᠤᠮ ᠤᠤ ᠪᠤᠢ? ᠭᠡᠵᠦ ᠠᠰᠠᠭᠤᠪᠠ᠃ ᠬᠠᠷᠢᠭᠤ ᠳᠤ ᠨᠢ

ᠴᠤᠤᠲᠤ ᠶᠢᠨ ᠴᠠᠭᠠᠭᠴᠢ ᠭᠡᠭᠦᠦ᠄
– ᠵᠣᠰᠣᠲᠤ ᠶᠢᠨ ᠤᠯᠠᠭᠠᠨ ᠳᠠᠪᠠᠭ᠎ᠠ ᠪᠠᠷ ᠳᠠᠪᠠᠬᠤ ᠳᠤ ᠵᠣᠰᠣᠨ ᠳᠤ

ᠪᠤᠳᠤᠭᠳᠠᠭᠰᠠᠨ ᠤᠯᠠᠭᠠᠨ ᠰᠢᠪᠠᠷ ᠨᠠᠭᠠᠯᠳᠤᠭ᠎ᠠ ᠪᠢᠵᠡ ᠡ ᠭᠡᠵᠡᠢ᠃ ᠬᠡᠰᠡᠭ

ᠶᠠᠪᠤᠵᠤ ᠪᠠᠢᠭ᠎ᠠ ᠤᠨᠠᠭ᠎ᠠ ᠳᠠᠬᠢᠭᠠᠳ ᠯᠠ᠄